ᠥᠪᠡᠷᠲᠡᠭᠡᠨ ᠵᠠᠰᠠᠬᠤ ᠣᠷᠣᠨ᠎ᠤ ᠬᠣᠶᠠᠷ ᠬᠤᠷᠠᠯ   -   ᠲᠤᠱᠢᠶᠠᠯ ᠬᠠᠷᠢᠭᠤᠴᠠᠯᠭ᠎ᠠ ᠎ᠪᠠᠨ ᠭᠦᠢᠴᠡᠳᠭᠡᠭ᠌ᠰᠡᠨ ᠬᠠᠷᠢᠭᠤᠯᠲᠠ ᠎ᠶ᠋ᠢᠨ ᠬᠠᠭᠤᠳᠠᠰᠤ
ᠰᠢᠦᠢ ᠺᠧ ᠭᠡᠰᠢᠭᠦᠨ᠄ ᠥᠪᠥᠷ ᠮᠣᠩᠭᠣᠯ᠎ᠤᠨ 《ᠳᠤᠮᠳᠠᠳᠤ ᠤᠯᠤᠰ᠎ᠤᠨ ᠰᠦ᠎ᠶᠢᠨ ᠬᠥᠨᠥᠭ》᠎ᠦᠨ ᠳᠠᠪᠠᠭᠤᠯᠢᠭ᠋ ᠪᠠᠢᠷᠢ ᠰᠠᠭᠤᠷᠢ᠎ᠶᠢ ᠦᠷᠭᠦᠯᠵᠢᠯᠡᠨ ᠪᠡᠬᠢᠵᠢᠭᠦᠯᠦᠨ᠎ᠡ
ᠨᠡᠶ᠋ᠢᠲᠡᠯᠡᠭᠰᠡᠨ ᠴᠠᠭ᠄ 2026-02-05

ᠰᠤᠷᠪᠤᠯᠵᠢᠯᠠᠭᠴᠢ ᠸᠠᠩ ᡁᠢ ᠬᠤᠸᠠ ᠰᠡᠭᠦᠳᠡᠷᠯᠡᠪᠡ

ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ᠎ᠳᠦ᠂ ᠡᠪᠡᠰᠦ ᠪᠣᠷᠳᠣᠭ᠎ᠠ᠎ᠶᠢᠨ ᠬᠠᠩᠭᠠᠯᠭ᠎ᠠ᠎ᠶᠢ ᠳᠡᠭᠡᠭᠰᠢᠯᠡᠭᠦᠯᠬᠦ᠂ ᠮᠢᠬᠠᠨ᠎ᠤ ᠦᠬᠡᠡᠷ ᠮᠢᠬᠠᠨ᠎ᠤ ᠬᠣᠨᠢ᠎ᠶᠢᠨ ᠠᠰᠢᠭ᠋ ᠰᠢᠮ᠎ᠡ᠎ᠶᠢᠨ ᠭᠠᠷᠤᠯᠲᠠ᠎ᠶᠢ ᠨᠡᠮᠡᠭᠳᠡᠭᠦᠯᠵᠦ ᠦᠷ᠎ᠡ ᠠᠰᠢᠭ᠋᠎ᠢ ᠨᠡᠮᠡᠭᠳᠡᠭᠦᠯᠬᠦ᠂ ᠰᠦ᠎ᠶᠢᠨ ᠦᠢᠯᠡᠰ᠎ᠢ ᠬᠥᠭᠵᠢᠭᠦᠯᠦᠨ ᠮᠠᠨᠳᠤᠭᠤᠯᠬᠤ ᠠᠵᠢᠯᠯᠠᠭ᠎ᠠ᠎ᠶᠢ ᠬᠡᠷᠡᠭᠵᠢᠭᠦᠯᠵᠦ᠂ ᠮᠢᠬ᠎ᠠ᠂ ᠰᠦ᠎ᠶᠢᠨ ᠭᠠᠷᠤᠯᠲᠠ᠎ᠶᠢ ᠲᠣᠰ ᠲᠣᠰ 310 ᠲᠦᠮᠡᠨ ᠲᠣᠨ ᠪᠠ 750 ᠲᠦᠮᠡᠨ ᠲᠣᠨ ᠣᠷᠴᠢᠮ᠎ᠳᠤ ᠲᠣᠭᠲᠠᠪᠤᠷᠢᠵᠢᠭᠤᠯᠬᠤ᠎ᠶᠢ ᠦᠨᠡᠨ ᠬᠦ᠌ ᠪᠠᠲᠤᠯᠠᠨ᠎ᠠ ᠭᠡᠵᠦ ᠳᠤᠷᠠᠳᠪᠠ᠃ ᠡᠨᠡ ᠨᠢ ᠥᠪᠡᠷᠲᠡᠭᠡᠨ ᠵᠠᠰᠠᠬᠤ ᠣᠷᠣᠨ᠎ᠤ ᠤᠯᠤᠰ ᠲᠥᠷᠥ᠎ᠶᠢᠨ ᠵᠥᠪᠯᠡᠯᠭᠡᠨ᠎ᠦ ᠪᠠᠢᠩᠭᠤ᠎ᠶᠢᠨ ᠭᠡᠰᠢᠭᠦᠨ᠂ ᠥᠪᠥᠷ ᠮᠣᠩᠭᠣᠯ ᠎ᠤᠨ ᠢᠯᠢ ᠠᠵᠤ ᠦᠢᠯᠡᠰ᠎ᠦᠨ ᠪᠦᠯᠦᠭᠯᠡᠯ ᠬᠢᠵᠠᠭᠠᠷᠲᠤ ᠺᠣᠮᠫᠠᠨᠢ᠎ᠶᠢᠨ ᠳᠡᠳ᠋ ᠶᠡᠷᠦᠩᠬᠡᠢ ᠵᠠᠬᠢᠷᠤᠯ ᠰᠢᠦᠢ ᠺᠧ᠎ᠶᠢ ᠮᠠᠰᠢ ᠤᠷᠮᠠᠰᠢᠭᠤᠯᠤᠨ ᠵᠣᠷᠢᠭᠵᠢᠭᠤᠯᠪᠠ᠃

《 〈ᠠᠷᠪᠠᠨ ᠳᠥᠷᠪᠡᠳᠦᠭᠡᠷ ᠲᠠᠪᠤᠨ ᠵᠢᠯ〉᠎ᠦᠨ ᠬᠤᠭᠤᠴᠠᠭᠠᠨ᠎ᠳᠤ᠂ ᠥᠪᠡᠷᠲᠡᠭᠡᠨ ᠵᠠᠰᠠᠬᠤ ᠣᠷᠣᠨ ᠰᠦ᠎ᠶᠢᠨ ᠦᠢᠯᠡᠰ᠎ᠢ ᠬᠥᠭᠵᠢᠭᠦᠯᠦᠨ ᠮᠠᠨᠳᠤᠭᠤᠯᠬᠤ᠎ᠶᠢ ᠶᠡᠬᠡ᠎ᠪᠡᠷ ᠠᠬᠢᠭᠤᠯᠵᠤ᠂ ᠪᠥᠬᠥ ᠤᠯᠤᠰ᠎ᠤᠨ ᠲᠠᠪᠤᠨ᠎ᠤ ᠨᠢᠭᠡ ᠬᠤᠪᠢ᠎ᠶᠢᠨ ᠦᠨᠢᠶᠡᠨ ᠰᠦ᠎ᠶᠢ ᠥᠪᠥᠷ ᠮᠣᠩᠭᠣᠯ᠎ᠠᠴᠠ ᠬᠠᠩᠭᠠᠵᠤ᠂ 〈ᠳᠤᠮᠳᠠᠳᠤ ᠤᠯᠤᠰ᠎ᠤᠨ ᠰᠦ᠎ᠶᠢᠨ ᠬᠥᠨᠥᠭ〉 ᠬᠡᠮᠡᠭᠳᠡᠵᠦ ᠪᠥᠬᠥ ᠳᠡᠯᠡᠬᠡᠢ᠎ᠳᠦ ᠠᠯᠳᠠᠷᠰᠢᠪᠠ》᠃ ᠰᠢᠦᠢ ᠺᠧ᠄ 《 〈ᠠᠷᠪᠠᠨ ᠲᠠᠪᠤᠳᠤᠭᠠᠷ ᠲᠠᠪᠤᠨ ᠵᠢᠯ〉᠎ᠦᠨ ᠬᠤᠭᠤᠴᠠᠭ᠎ᠠ ᠪᠣᠯ ᠳᠤᠮᠳᠠᠳᠤ ᠤᠯᠤᠰ᠎ᠤᠨ ᠰᠦ᠎ᠶᠢᠨ ᠦᠢᠯᠡᠰ ᠪᠥᠬᠥ ᠲᠠᠯ᠎ᠠ᠎ᠪᠠᠷ ᠳᠠᠪᠠᠯᠲᠠ᠎ᠶᠢ ᠪᠡᠶᠡᠯᠡᠭᠦᠯᠬᠦ ᠵᠠᠩᠭᠢᠯᠠᠭ᠎ᠠ᠎ᠶᠢᠨ ᠬᠤᠭᠤᠴᠠᠭ᠎ᠠ ᠪᠣᠯᠣᠨ᠎ᠠ᠂ ᠰᠦ᠎ᠶᠢᠨ ᠦᠢᠯᠡᠰ᠎ᠦᠨ ᠬᠥᠭᠵᠢᠯᠲᠡ᠎ᠶᠢ ᠴᠢᠨᠠᠭᠰᠢᠳᠠ ᠠᠬᠢᠭᠤᠯᠪᠠᠯ ᠥᠪᠥᠷ ᠮᠣᠩᠭᠣᠯ᠎ᠤᠨ ᠣᠨᠴᠠᠯᠢᠭ᠋ ᠲᠤᠯᠭᠠᠭᠤᠷᠢ ᠠᠵᠤ ᠦᠢᠯᠡᠰ᠎ᠢ ᠴᠣᠭᠴᠠᠯᠠᠵᠤ ᠴᠢᠳᠠᠬᠤ᠎ᠪᠠᠷ ᠪᠠᠷᠠᠬᠤ ᠦᠭᠡᠢ ᠪᠠᠰᠠ ᠤᠯᠤᠰ᠎ᠤᠨ ᠳᠣᠲᠣᠭᠠᠳᠤ᠎ᠶᠢᠨ ᠬᠡᠷᠡᠭᠴᠡᠭᠡ᠎ᠶᠢᠨ ᠵᠠᠬ᠎ᠠ ᠳᠡᠯᠭᠡᠭᠦᠷ᠎ᠢ ᠪᠡᠬᠢᠵᠢᠭᠦᠯᠬᠦ᠂ ᠬᠥᠳᠡᠭᠡ ᠲᠣᠰᠬᠤᠨ᠎ᠢ ᠬᠥᠭᠵᠢᠭᠦᠯᠦᠨ ᠮᠠᠨᠳᠤᠭᠤᠯᠬᠤ᠎ᠶᠢ ᠠᠬᠢᠭᠤᠯᠬᠤ᠂ ᠦᠢᠯᠡᠳᠬᠦ ᠦᠢᠯᠡᠰ᠎ᠦᠨ ᠬᠦᠴᠦᠷᠬᠡᠭ ᠤᠯᠤᠰ᠎ᠢ ᠪᠦᠲᠦᠭᠡᠨ ᠪᠠᠢᠭᠤᠯᠬᠤ᠎ᠳᠤ ᠥᠪᠥᠷ ᠮᠣᠩᠭᠣᠯ᠎ᠤᠨ ᠬᠦᠴᠦᠨ ᠴᠢᠳᠠᠯ᠎ᠢᠶᠠᠨ ᠡᠷᠭᠦᠵᠦ ᠴᠢᠳᠠᠨ᠎ᠠ》 ᠭᠡᠵᠦ ᠲᠠᠨᠢᠯᠴᠠᠭᠤᠯᠪᠠ᠃

ᠰᠦ᠎ᠶᠢᠨ ᠦᠢᠯᠡᠰ᠎ᠦᠨ ᠬᠡᠯᠪᠡᠷᠢ᠎ᠪᠡᠨ ᠬᠤᠪᠢᠷᠠᠭᠤᠯᠤᠨ ᠳᠡᠰ ᠳᠡᠪᠰᠢᠭᠦᠯᠬᠦ᠎ᠶᠢ ᠬᠥᠲᠥᠯᠥᠨ ᠵᠢᠯᠣᠭᠣᠳᠴᠤ᠂ ᠥᠪᠥᠷ ᠮᠣᠩᠭᠣᠯ᠎ᠤᠨ 《ᠳᠤᠮᠳᠠᠳᠤ ᠤᠯᠤᠰ᠎ᠤᠨ ᠰᠦ᠎ᠶᠢᠨ ᠬᠥᠨᠥᠭ》᠎ᠦᠨ ᠳᠠᠪᠠᠭᠤᠯᠢᠭ᠋ ᠪᠠᠢᠷᠢ ᠰᠠᠭᠤᠷᠢ᠎ᠶᠢ ᠦᠷᠭᠦᠯᠵᠢᠯᠡᠨ ᠪᠡᠬᠢᠵᠢᠭᠦᠯᠬᠦ ᠲᠠᠯ᠎ᠠ᠎ᠪᠠᠷ ᠰᠢᠦᠢ ᠺᠧ 3 ᠰᠠᠨᠠᠭᠤᠯᠭ᠎ᠠ ᠳᠤᠷᠠᠳᠪᠠ᠄ ᠰᠦ᠎ᠶᠢᠨ ᠦᠢᠯᠡᠰ᠎ᠦᠨ ᠡᠬᠢᠨ᠎ᠦ ᠬᠡᠯᠬᠢᠶ᠎ᠡ᠎ᠶᠢᠨ ᠠᠵᠤ ᠦᠢᠯᠡᠰ᠎ᠦᠨ ᠤᠶᠠᠨ ᠬᠠᠲᠠᠨ ᠴᠢᠨᠠᠷ᠎ᠢ ᠴᠢᠩᠭᠠᠳᠬᠠᠵᠤ᠂ 《ᠠᠷᠪᠠᠨ ᠳᠥᠷᠪᠡᠳᠦᠭᠡᠷ ᠲᠠᠪᠤᠨ ᠵᠢᠯ》᠎ᠦᠨ ᠬᠤᠭᠤᠴᠠᠭᠠᠨ᠎ᠳᠤ ᠲᠣᠪᠣᠢᠮ᠎ᠠ ᠦᠷ᠎ᠡ ᠪᠦᠲᠦᠮᠵᠢ ᠣᠯᠪᠠ᠂ ᠢᠯᠡ ᠲᠣᠳᠣ᠌ ᠦᠢᠯᠡᠳᠦᠯ ᠦᠵᠡᠭᠦᠯᠦᠭᠰᠡᠨ ᠰᠦ᠎ᠶᠢᠨ ᠦᠢᠯᠡᠰ᠎ᠢ ᠬᠥᠭᠵᠢᠭᠦᠯᠦᠨ ᠮᠠᠨᠳᠤᠭᠤᠯᠬᠤ ᠲᠥᠷᠥ᠎ᠶᠢᠨ ᠪᠣᠳᠣᠯᠭ᠎ᠠ᠎ᠶᠢ ᠦᠷᠭᠦᠯᠵᠢᠯᠡᠭᠦᠯᠬᠦ ᠪᠠ ᠰᠢᠯᠢᠳᠡᠭᠵᠢᠭᠦᠯᠦᠨ ᠳᠡᠰ ᠳᠡᠪᠰᠢᠭᠦᠯᠵᠦ᠂ ᠥᠪᠥᠷ ᠮᠣᠩᠭᠣᠯ᠎ᠤᠨ ᠪᠦᠲᠦᠭᠡᠨ ᠪᠠᠢᠭᠤᠯᠤᠭᠠᠳ ᠪᠠᠢᠬᠤ ᠠᠽᠢᠶ᠎ᠠ ᠲᠢᠪ᠎ᠦᠨ ᠬᠠᠮᠤᠭ᠎ᠤᠨ ᠶᠡᠬᠡ ᠰᠠᠭᠠᠯᠢ᠎ᠶᠢᠨ ᠦᠨᠢᠶᠡᠨ᠎ᠦ ᠡᠭᠦᠯᠳᠡᠷ ᠪᠣᠢᠵᠢᠭᠤᠯᠬᠤ ᠰᠠᠭᠤᠷᠢᠨ᠂ ᠢᠴᠡᠭᠡᠯ ᠦᠷ᠎ᠡ᠎ᠶᠢᠨ ᠦᠢᠯᠡᠳᠪᠦᠷᠢᠯᠡᠯ᠎ᠦᠨ ᠰᠠᠭᠤᠷᠢᠨ ᠵᠡᠷᠭᠡ ᠳᠠᠪᠠᠭᠤᠯᠢᠭ᠋᠎ᠢ ᠭᠦᠢᠴᠡᠳ ᠪᠠᠳᠠᠷᠠᠭᠤᠯᠵᠤ᠂ ᠡᠭᠦᠯᠳᠡᠷ ᠪᠣᠢᠵᠢᠭᠤᠯᠬᠤ ᠮᠡᠷᠭᠡᠵᠢᠯ᠎ᠢ ᠥᠷᠭᠡᠳᠬᠡᠬᠦ᠎ᠶᠢ ᠵᠣᠷᠢᠭᠵᠢᠭᠤᠯᠵᠤ᠂ ᠦᠬᠡᠷ᠎ᠦᠨ ᠡᠭᠦᠯᠳᠡᠷ᠎ᠦᠨ 《ᠪᠣᠭᠣᠮᠢ》》 ᠪᠣᠯᠵᠤ ᠪᠠᠢᠭ᠎ᠠ ᠠᠰᠠᠭᠤᠳᠠᠯ᠎ᠢ ᠬᠦᠴᠦ᠎ᠪᠡᠨ ᠲᠥᠪᠯᠡᠷᠡᠭᠦᠯᠦᠨ ᠰᠢᠢᠳᠪᠦᠷᠢᠯᠡᠨ᠎ᠡ; ᠨᠠᠷᠢᠯᠢᠭ᠋ ᠡᠳ᠋ᠰᠢᠭᠦᠯᠬᠦ ᠦᠢᠯᠡᠰ᠎ᠦᠨ ᠪᠣᠭᠣᠮᠢ ᠬᠦᠯᠢᠶᠡᠰᠦᠯᠡᠯ᠎ᠢ ᠰᠢᠢᠳᠪᠦᠷᠢᠯᠡᠵᠦ᠂ ᠰᠦ᠎ᠶᠢᠨ ᠦᠢᠯᠡᠰ᠎ᠦᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠦᠨ ᠰᠢᠨ᠎ᠡ᠎ᠶᠢ ᠡᠭᠦᠳᠬᠦ᠎ᠶᠢ ᠳᠡᠮᠵᠢᠬᠦ ᠡᠷᠴᠢᠮ᠎ᠢᠶᠡᠨ ᠴᠢᠩᠭᠠᠷᠠᠭᠤᠯᠵᠤ᠂ ᠤᠯᠤᠰ᠎ᠤᠨ ᠰᠦ᠎ᠶᠢᠨ ᠦᠢᠯᠡᠰ᠎ᠦᠨ ᠮᠡᠷᠭᠡᠵᠢᠯ᠎ᠦᠨ ᠰᠢᠨ᠎ᠡ᠎ᠶᠢ ᠡᠭᠦᠳᠬᠦ ᠲᠥᠪ᠎ᠦᠨ ᠰᠤᠳᠤᠯᠤᠨ ᠨᠡᠭᠡᠭᠡᠬᠦ ᠦᠷ᠎ᠡ ᠪᠦᠲᠦᠮᠵᠢ᠎ᠶᠢ ᠬᠦᠴᠦᠯᠡᠨ ᠳᠡᠭᠡᠭᠰᠢᠯᠡᠭᠦᠯᠵᠦ᠂ ᠨᠡᠩ ᠣᠯᠠᠨ ᠪᠣᠭᠣᠮᠲᠠ ᠰᠢᠪᠲᠤᠯᠬᠤ ᠲᠥᠷᠥᠯ ᠵᠦᠢᠯ᠎ᠢ ᠡᠭᠦᠷᠭᠡᠯᠡᠨ᠎ᠡ; ᠰᠦ᠎ᠶᠢᠨ ᠦᠢᠯᠡᠰ᠎ᠦᠨ ᠬᠡᠯᠪᠡᠷᠢ᠎ᠶᠢ ᠬᠤᠪᠢᠷᠠᠭᠤᠯᠤᠨ ᠳᠡᠰ ᠳᠡᠪᠰᠢᠭᠦᠯᠬᠦ᠎ᠶᠢ ᠬᠥᠲᠥᠯᠥᠨ ᠵᠢᠯᠣᠭᠣᠳᠴᠤ᠂ 《ᠰᠢᠷᠬᠡᠭ ᠡᠪᠡᠰᠦ᠎ᠡᠴᠡ ᠴᠣᠮᠣ᠌ ᠰᠦ ᠬᠦᠷᠲᠡᠯᠡᠬᠢ》᠎ᠶᠢ 《ᠳᠠᠬᠢᠭᠠᠳ ᠬᠡᠰᠡᠭ ᠪᠢᠰᠢᠯᠠᠭ ᠬᠦᠷᠲᠡᠯ᠎ᠡ》 ᠤᠷᠲᠤᠳᠬᠠᠵᠤ᠂ ᠲᠦᠭᠦᠬᠡᠢ ᠰᠦ᠎ᠶᠢ ᠶᠡᠷᠦᠩᠬᠡᠢᠯᠡᠨ ᠠᠰᠢᠭᠯᠠᠬᠤ ᠲᠦᠪᠰᠢᠨ ᠪᠠ ᠰᠦ᠎ᠶᠢᠨ ᠦᠢᠯᠡᠰ᠎ᠦᠨ ᠪᠥᠬᠥ ᠠᠵᠤ ᠦᠢᠯᠡᠰ᠎ᠦᠨ ᠬᠡᠯᠬᠢᠶ᠎ᠡ᠎ᠶᠢᠨ ᠨᠡᠮᠡᠯᠲᠡ ᠥᠷᠲᠡᠭ᠎ᠢ ᠪᠥᠬᠥ ᠬᠦᠴᠦᠨ᠎ᠢᠶᠡᠷ᠎ᠢᠶᠡᠨ ᠳᠡᠭᠡᠭᠰᠢᠯᠡᠭᠦᠯᠵᠦ᠂ ᠠᠵᠤ ᠦᠢᠯᠡᠰ᠎ᠦᠨ ᠬᠡᠯᠬᠢᠶ᠎ᠡ᠎ᠶᠢᠨ ᠪᠠᠢᠭᠤᠯᠤᠯᠲᠠ᠎ᠶᠢᠨ ᠦᠷ᠎ᠡ ᠪᠦᠲᠦᠮᠵᠢ᠎ᠪᠡᠷ ᠰᠦ᠎ᠶᠢᠨ ᠦᠢᠯᠡᠰ᠎ᠦᠨ ᠴᠢᠨᠠᠷ ᠰᠠᠢᠲᠠᠢ ᠬᠥᠭᠵᠢᠯᠲᠡ᠎ᠶᠢᠨ ᠴᠣ ᠰᠢᠨ᠎ᠡ ᠪᠠᠢᠷᠢᠰᠢᠯ᠎ᠢ ᠪᠠᠢᠭᠤᠯᠤᠨ᠎ᠠ᠃

ᠢᠷᠡᠯᠲᠡ᠄    
Baidu
map