1571   -   ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢ ᠪᠠᠲᠤ ᠴᠣᠭᠴᠠᠯᠠᠬᠤ᠎ᠪᠠᠷ ᠭᠣᠣᠯ ᠰᠢᠵᠢᠮ ᠪᠣᠯᠭᠠᠬᠤ
ᠰᠢᠨ᠎ᠡ ᠴᠠᠭ ᠦᠶ᠎ᠡ᠎ᠶᠢᠨ ᠬᠢᠯᠢ ᠬᠢᠵᠠᠭᠠᠷ᠎ᠢ ᠠᠮᠤᠷᠵᠢᠭᠤᠯᠬᠤ ᠪᠠᠲᠤᠯᠠᠬᠤ ᠮᠠᠨᠳᠤᠭᠤᠯᠬᠤ ᠠᠵᠢᠯ᠎ᠢ ᠴᠢᠩᠭᠠᠳᠬᠠᠨ᠎ᠠ
ᠨᠡᠶ᠋ᠢᠲᠡᠯᠡᠭᠰᠡᠨ ᠴᠠᠭ᠄ 2026-02-11

ᠮᠠᠨ᠎ᠤ ᠤᠯᠤᠰ ᠠᠷᠪᠠᠨ ᠲᠦᠷᠪᠡᠨ ᠤᠯᠤᠰ ᠯᠤᠭ᠎ᠠ ᠵᠠᠬ᠎ᠠ ᠨᠡᠢᠯᠡᠵᠦ᠂ ᠡᠬᠡ ᠬᠠᠭᠤᠷᠠᠢ᠎ᠶᠢᠨ ᠬᠢᠯᠢ᠎ᠶᠢᠨ ᠱᠤᠭᠤᠮ ᠬᠠᠮᠤᠭ᠎ᠤᠨ ᠤᠷᠳᠤ ᠪᠠᠢᠵᠤ᠂ ᠬᠣᠶᠠᠷ ᠴᠡᠭ ᠬᠣᠶᠠᠷ ᠲᠦᠮᠡᠨ ᠺᠢᠯᠣᠮᠧᠲᠷ᠎ᠦᠨ ᠳᠣᠲᠣᠷᠠᠬᠢ ᠨᠢᠭᠡ ᠴᠡᠭ ᠶᠢᠰᠦᠨ ᠲᠦᠮᠡᠨ ᠺᠢᠯᠣᠮᠧᠲᠷ ᠨᠢ ᠦᠨᠳᠦᠰᠦᠲᠡᠨ᠎ᠦ ᠭᠠᠵᠠᠷ ᠣᠷᠣᠨ ᠪᠣᠯᠣᠨ᠎ᠠ᠂ ᠨᠢᠭᠡ ᠵᠠᠭᠤ ᠳᠥᠴᠢᠨ ᠨᠢᠭᠡᠨ ᠬᠢᠯᠢ ᠬᠢᠵᠠᠭᠠᠷ᠎ᠤᠨ ᠰᠢᠶᠠᠨ (ᠬᠤᠳᠠ᠂ ᠲᠣᠭᠣᠷᠢᠭ᠋᠂ ᠬᠣᠰᠢᠭᠤ)᠎ᠤ ᠳᠣᠲᠣᠷᠠᠬᠢ ᠵᠠᠭᠤ ᠠᠷᠪᠠᠨ ᠬᠣᠶᠠᠷ ᠨᠢ ᠦᠨᠳᠦᠰᠦᠲᠡᠨ᠎ᠦ ᠭᠠᠵᠠᠷ ᠣᠷᠣᠨ ᠪᠣᠯᠣᠨ᠎ᠠ᠃

ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ᠎ᠠᠴᠠ ᠨᠠᠭᠠᠰᠢ᠂ ᠰᠢ᠎ᠵᠢᠨ᠎ᠫᠢᠩ ᠨᠥᠬᠥᠷ᠎ᠢᠶᠡᠷ ᠭᠣᠣᠯ ᠪᠣᠯᠭᠠᠭᠰᠠᠨ ᠨᠠᠮ᠎ᠤᠨ ᠲᠥᠪ ᠬᠣᠷᠢᠶ᠎ᠠ ᠲᠥᠷᠥ᠎ᠶᠢ ᠵᠠᠰᠠᠬᠤ ᠲᠤᠬᠠᠢ ᠪᠠᠢᠯᠳᠤᠬᠤ ᠪᠣᠳᠣᠯᠭ᠎ᠠ᠎ᠶᠢᠨ ᠪᠦᠬᠦ ᠲᠠᠯ᠎ᠠ᠎ᠳᠤ ᠠᠩᠬᠠᠷᠤᠯ᠎ᠢᠶᠠᠨ ᠬᠠᠨᠳᠤᠭᠤᠯᠵᠤ᠂ 《ᠤᠯᠤᠰ᠎ᠢ ᠵᠠᠰᠠᠬᠤ᠎ᠳᠤ ᠡᠷᠬᠡᠪᠰᠢ ᠬᠢᠯᠢ ᠬᠢᠵᠠᠭᠠᠷ ᠣᠷᠣᠨ᠎ᠢ ᠵᠠᠰᠠᠬᠤ》᠂ 《ᠬᠢᠯᠢ ᠬᠢᠵᠠᠭᠠᠷ ᠣᠷᠣᠨ᠎ᠢ ᠬᠥᠭᠵᠢᠭᠦᠯᠵᠦ ᠠᠷᠠᠳ᠎ᠢ ᠪᠠᠶᠠᠵᠢᠭᠤᠯᠬᠤ᠂ ᠬᠢᠯᠢ ᠬᠢᠵᠠᠭᠠᠷ ᠣᠷᠣᠨ᠎ᠢ ᠲᠣᠭᠲᠠᠪᠤᠷᠢᠵᠢᠭᠤᠯᠵᠤ ᠬᠢᠯᠢ ᠬᠢᠵᠠᠭᠠᠷ ᠣᠷᠣᠨ᠎ᠢ ᠪᠡᠬᠢᠵᠢᠭᠦᠯᠬᠦ》 ᠵᠡᠷᠭᠡ ᠠᠯᠢ ᠣᠯᠠᠨ ᠴᠢᠬᠤᠯᠠ ᠨᠤᠲᠠᠯᠠᠯᠲᠠ᠂ ᠴᠢᠬᠤᠯᠠ ᠶᠡᠬᠡ ᠠᠷᠭ᠎ᠠ ᠬᠡᠮᠵᠢᠶ᠎ᠡ᠎ᠶᠢ ᠳᠤᠷᠠᠳᠴᠤ᠂ ᠣᠷᠣᠨ ᠪᠦᠰᠡ᠎ᠶᠢᠨ ᠵᠣᠬᠢᠴᠠᠩᠭᠤᠢ ᠬᠥᠭᠵᠢᠯᠲᠡ᠎ᠶᠢᠨ ᠪᠠᠢᠯᠳᠤᠬᠤ ᠪᠣᠳᠣᠯᠭ᠎ᠠ᠂ ᠣᠷᠣᠨ ᠪᠦᠰᠡ᠎ᠶᠢᠨ ᠴᠢᠬᠤᠯᠠ ᠶᠡᠬᠡ ᠪᠠᠢᠯᠳᠤᠬᠤ ᠪᠣᠳᠣᠯᠭ᠎ᠠ᠎ᠶᠢ ᠪᠠᠷᠢᠮᠲᠠᠯᠠᠨ ᠲᠡᠭᠦᠯᠳᠡᠷᠵᠢᠭᠦᠯᠵᠦ᠂ ᠬᠢᠯᠢ ᠬᠢᠵᠠᠭᠠᠷ ᠣᠷᠣᠨ᠎ᠤ ᠴᠢᠨᠠᠷ ᠰᠠᠢᠲᠠᠢ ᠬᠥᠭᠵᠢᠯᠲᠡ᠎ᠶᠢ ᠲᠦᠷᠭᠡᠳᠬᠡᠵᠦ᠂ ᠬᠢᠯᠢ ᠬᠢᠵᠠᠭᠠᠷ ᠣᠷᠣᠨ᠎ᠢᠶᠠᠨ ᠪᠦᠬᠦ ᠤᠯᠤᠰ ᠯᠤᠭ᠎ᠠ ᠬᠠᠮᠲᠤ᠎ᠪᠠᠷ ᠶᠠᠳᠠᠭᠤ᠎ᠠᠴᠠ ᠠᠩᠭᠢᠵᠢᠷᠠᠭᠤᠯᠬᠤ ᠰᠢᠪᠲᠤᠯᠤᠯᠲᠠ᠎ᠶᠢᠨ ᠳᠠᠢᠯᠠᠯᠳᠤᠭᠠᠨ᠎ᠤ ᠢᠯᠠᠯᠲᠠ᠎ᠶᠢ ᠣᠯᠬᠤ᠂ ᠴᠢᠨᠡᠭᠡᠯᠢᠭ ᠨᠡᠢᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ᠎ᠶᠢ ᠠᠬᠢᠭᠤᠯᠵᠤ᠂ ᠨᠡᠢᠭᠡᠮ ᠵᠢᠷᠤᠮ᠎ᠤᠨ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ ᠰᠢᠨ᠎ᠡ ᠠᠶᠠᠨ ᠵᠠᠮ᠎ᠳᠤ ᠣᠷᠣᠵᠤ᠂ ᠬᠢᠯᠢ ᠬᠢᠵᠠᠭᠠᠷ ᠣᠷᠣᠨ᠎ᠤ ᠵᠠᠰᠠᠯᠲᠠ᠎ᠳᠤ ᠲᠡᠦᠬᠡᠲᠦ ᠴᠢᠨᠠᠷᠲᠠᠢ ᠠᠮᠵᠢᠯᠲᠠ ᠣᠯᠵᠤ᠂ ᠲᠡᠦᠬᠡᠲᠦ ᠴᠢᠨᠠᠷᠲᠠᠢ ᠬᠤᠪᠢᠰᠤᠯᠲᠠ ᠭᠠᠷᠪᠠ᠃

ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢ ᠠᠬᠢᠭᠤᠯᠬᠤ᠎ᠳᠤ ᠬᠢᠯᠢ ᠬᠢᠵᠠᠭᠠᠷ ᠣᠷᠣᠨ᠎ᠤ ᠨᠢᠭᠡ᠎ᠶᠢ ᠴᠦ᠍ ᠣᠷᠬᠢᠭ᠍ᠳᠠᠭᠤᠯᠵᠤ ᠪᠣᠯᠬᠤ ᠦᠭᠡᠢ᠃ ᠬᠢᠯᠢ ᠬᠢᠵᠠᠭᠠᠷ ᠣᠷᠣᠨ᠎ᠤ ᠬᠥᠭᠵᠢᠯᠲᠡ᠎ᠶᠢ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢᠨ ᠪᠠᠢᠯᠳᠤᠬᠤ ᠪᠣᠳᠣᠯᠭ᠎ᠠ᠎ᠶᠢᠨ ᠪᠦᠬᠦ ᠲᠠᠯ᠎ᠠ᠎ᠳᠤ ᠣᠷᠣᠭᠤᠯᠵᠤ᠂ ᠣᠷᠣᠨ ᠪᠦᠰᠡ᠎ᠶᠢᠨ ᠵᠣᠬᠢᠴᠠᠩᠭᠤᠢ ᠬᠥᠭᠵᠢᠯᠲᠡ᠎ᠶᠢᠨ ᠪᠠᠢᠯᠳᠤᠬᠤ ᠪᠣᠳᠣᠯᠭ᠎ᠠ᠂ ᠣᠷᠣᠨ ᠪᠦᠰᠡ᠎ᠶᠢᠨ ᠴᠢᠬᠤᠯᠠ ᠶᠡᠬᠡ ᠪᠠᠢᠯᠳᠤᠬᠤ ᠪᠣᠳᠣᠯᠭ᠎ᠠ᠎ᠳᠤ ᠣᠷᠣᠭᠤᠯᠵᠤ᠂ ᠰᠢᠨ᠎ᠡ ᠬᠥᠭᠵᠢᠯᠲᠡ᠎ᠶᠢᠨ ᠣᠨᠣᠯᠵᠢᠬᠤᠨ᠎ᠢ ᠪᠦᠷᠢᠨ ᠪᠦᠲᠦᠨ ᠣᠨᠣᠪᠴᠢᠲᠠᠢ ᠪᠦᠬᠦ ᠲᠠᠯ᠎ᠠ᠎ᠪᠠᠷ ᠲᠤᠭᠤᠰᠢᠯᠠᠭᠤᠯᠵᠤ᠂ ᠬᠢᠯᠢ ᠬᠢᠵᠠᠭᠠᠷ ᠣᠷᠣᠨ᠎ᠤ ᠲᠤᠰ ᠪᠡᠶ᠎ᠡ᠎ᠶᠢᠨ ᠨᠥᠬᠥᠴᠡᠯ ᠳᠠᠪᠠᠭᠤᠯᠢᠭ᠋᠎ᠲᠤ᠎ᠪᠠᠨ ᠲᠦᠰᠢᠭᠯᠡᠬᠦ᠎ᠶᠢ ᠨᠢ ᠳᠡᠮᠵᠢᠵᠦ ᠪᠠᠢᠭᠠᠳ᠂ ᠰᠢᠨ᠎ᠡ ᠬᠥᠭᠵᠢᠯᠲᠡ᠎ᠶᠢᠨ ᠲᠥᠯᠥᠪ ᠪᠠᠢᠳᠠᠯ᠎ᠳᠤ ᠠᠭᠤᠰᠤᠯᠴᠠᠬᠤ ᠪᠠ ᠪᠦᠬᠦ ᠤᠯᠤᠰ᠎ᠤᠨ ᠨᠢᠭᠡᠳᠦᠯᠲᠡᠢ ᠲᠣᠮᠣ᠌ ᠵᠠᠬ᠎ᠠ ᠳᠡᠯᠭᠡᠭᠦᠷ᠎ᠲᠦ ᠠᠭᠤᠰᠤᠯᠴᠠᠬᠤ ᠳᠤᠮᠳᠠ ᠲᠤᠰ ᠪᠡᠶ᠎ᠡ᠎ᠶᠢᠨ ᠴᠢᠨᠠᠷ ᠰᠠᠢᠲᠠᠢ ᠬᠥᠭᠵᠢᠯᠲᠡ᠎ᠪᠡᠨ ᠪᠡᠶᠡᠯᠡᠭᠦᠯᠦᠨ᠎ᠡ᠃ ᠥᠭᠡᠷᠡᠴᠢᠯᠡᠯᠲᠡ ᠨᠡᠭᠡᠭᠡᠯᠲᠡ᠎ᠪᠡᠷ ᠬᠥᠳᠡᠯᠭᠡᠭᠴᠢ ᠬᠦᠴᠦᠨ᠎ᠢᠶᠡᠨ ᠴᠢᠩᠭᠠᠷᠠᠭᠤᠯᠵᠤ᠂ ᠠᠮᠢᠵᠢᠷᠠᠯ᠎ᠤᠨ ᠬᠦᠴᠦᠨ᠎ᠢᠶᠡᠨ ᠨᠡᠮᠡᠭᠳᠡᠭᠦᠯᠬᠦ᠎ᠶᠢ ᠪᠠᠷᠢᠮᠲᠠᠯᠠᠵᠤ᠂ ᠬᠢᠯᠢ ᠬᠢᠵᠠᠭᠠᠷ ᠣᠷᠣᠨ᠎ᠤ ᠲᠠᠯᠠᠢ ᠳᠠᠭᠠᠤ᠂ ᠬᠢᠯᠢ ᠳᠠᠭᠠᠤ ᠵᠡᠷᠭᠡ᠎ᠶᠢᠨ ᠳᠠᠪᠠᠭᠤᠯᠢᠭ᠋᠎ᠢ ᠪᠠᠳᠠᠷᠠᠭᠤᠯᠵᠤ᠂ ᠬᠡᠯᠪᠡᠷᠢ ᠪᠠᠢᠳᠠᠯ ᠨᠢ ᠤᠯᠠᠨ ᠶᠠᠩᠵᠤ᠎ᠶᠢᠨ ᠨᠡᠭᠡᠭᠡᠯᠲᠡ᠎ᠶᠢᠨ ᠥᠨᠳᠥᠷᠯᠢᠭ ᠭᠠᠵᠠᠷ᠎ᠢ ᠪᠤᠢ ᠪᠣᠯᠭᠠᠵᠤ᠂ ᠬᠠᠭᠤᠷᠠᠢ ᠳᠠᠯᠠᠢ ᠳᠣᠲᠣᠭᠠᠳᠤ ᠭᠠᠳᠠᠭᠠᠳᠤ ᠬᠣᠯᠪᠤᠭᠠᠯᠠᠨ ᠬᠥᠳᠡᠯᠦᠯᠴᠡᠭᠰᠡᠨ᠂ ᠵᠡᠭᠦᠨᠰᠢ ᠪᠠᠷᠠᠭᠤᠨᠰᠢ ᠬᠣᠣᠰ ᠴᠢᠭᠯᠡᠯ᠎ᠢᠶᠡᠷ ᠬᠠᠷᠢᠯᠴᠠᠨ ᠲᠤᠰᠠᠯᠠᠯᠴᠠᠭᠰᠠᠨ ᠪᠦᠬᠦ ᠲᠠᠯ᠎ᠠ᠎ᠪᠠᠷ ᠨᠡᠭᠡᠭᠡᠯᠲᠡ ᠬᠢᠭᠰᠡᠨ ᠲᠥᠯᠥᠪ ᠪᠠᠢᠳᠠᠯ᠎ᠢ ᠪᠤᠢ ᠪᠣᠯᠭᠠᠨ᠎ᠠ᠃ ᠬᠤᠳᠠ ᠬᠥᠳᠡᠭᠡ᠎ᠶᠢ ᠠᠭᠤᠰᠤᠯᠴᠠᠭᠤᠯᠤᠨ ᠬᠥᠭᠵᠢᠭᠦᠯᠬᠦ᠎ᠶᠢ ᠪᠠᠷᠢᠮᠲᠠᠯᠠᠵᠤ᠂ ᠰᠢᠶᠠᠨ᠎ᠤ ᠬᠤᠳᠠ᠎ᠪᠠᠷ ᠴᠢᠬᠤᠯᠠ ᠠᠴᠢᠶᠠᠯᠠᠪᠤᠷᠢ ᠪᠣᠯᠭᠠᠭᠰᠠᠨ ᠰᠢᠨ᠎ᠡ ᠮᠠᠶᠢᠭ᠋᠎ᠤᠨ ᠬᠤᠳᠠ ᠪᠠᠯᠭᠠᠰᠤᠵᠢᠯᠲᠠ᠎ᠶᠢᠨ ᠪᠦᠲᠦᠭᠡᠨ ᠪᠠᠢᠭᠤᠯᠤᠯᠲᠠ᠎ᠶᠢ ᠯᠠᠪᠳᠠᠭᠤᠨ᠎ᠢᠶᠠᠷ ᠠᠬᠢᠭᠤᠯᠵᠤ᠂ ᠬᠥᠳᠡᠭᠡ ᠲᠣᠰᠬᠣᠨ᠎ᠢ ᠪᠦᠬᠦ ᠲᠠᠯ᠎ᠠ᠎ᠪᠠᠷ ᠬᠥᠭᠵᠢᠭᠦᠯᠦᠨ ᠮᠠᠨᠳᠤᠭᠤᠯᠬᠤ᠎ᠶᠢ ᠠᠬᠢᠭᠤᠯᠵᠤ᠂ ᠶᠠᠳᠠᠭᠤ᠎ᠠᠴᠠ ᠠᠩᠭᠢᠵᠢᠷᠠᠭᠤᠯᠬᠤ ᠰᠢᠪᠲᠤᠯᠤᠯᠲᠠ᠎ᠶᠢᠨ ᠦᠷ᠎ᠡ ᠪᠦᠲᠦᠭᠡᠯ᠎ᠢ ᠪᠡᠬᠢᠵᠢᠭᠦᠯᠦᠨ ᠥᠷᠭᠡᠳᠬᠡᠵᠦ᠂ ᠬᠡᠪᠴᠢᠶᠡᠵᠢᠯ ᠲᠡᠢ᠎ᠪᠡᠷ ᠳᠠᠬᠢᠨᠲᠠ ᠶᠠᠳᠠᠭᠤᠷᠠᠬᠤ ᠪᠠ ᠶᠠᠳᠠᠭᠤᠷᠠᠬᠤ᠎ᠶᠢ ᠪᠦᠲᠦᠮᠵᠢᠲᠡᠢ ᠰᠡᠷᠭᠡᠢᠯᠡᠨ᠎ᠡ᠃ ᠬᠥᠭᠵᠢᠯᠲᠡ᠎ᠶᠢᠨ ᠳᠤᠮᠳᠠ ᠠᠷᠠᠳ᠎ᠤᠨ ᠠᠮᠢᠳᠤᠷᠠᠯ᠎ᠢ ᠪᠠᠲᠤᠯᠠᠨ ᠰᠠᠢᠵᠢᠷᠠᠭᠤᠯᠬᠤ᠎ᠶᠢ ᠪᠠᠷᠢᠮᠲᠠᠯᠠᠵᠤ᠂ ᠬᠢᠯᠢ ᠬᠢᠵᠠᠭᠠᠷ ᠣᠷᠣᠨ᠎ᠤ ᠦᠢᠯᠡᠳᠪᠦᠷᠢᠯᠡᠯ ᠠᠮᠢᠳᠤᠷᠠᠯ᠎ᠤᠨ ᠨᠥᠬᠥᠴᠡᠯ᠎ᠢ ᠲᠠᠰᠤᠷᠠᠯᠳᠠ ᠦᠭᠡᠢ ᠰᠠᠢᠵᠢᠷᠠᠭᠤᠯᠵᠤ᠂ ᠰᠠᠭᠤᠷᠢ ᠪᠡᠯᠡᠳᠬᠡᠮᠵᠢ ᠪᠠ ᠤᠯᠠᠨ ᠨᠡᠶ᠋ᠢᠲᠡ᠎ᠶᠢᠨ ᠦᠨᠳᠦᠰᠦᠨ ᠦᠢᠯᠡᠴᠢᠯᠡᠭᠡᠨ᠎ᠦ ᠳᠤᠲᠠᠭᠤᠳᠠᠯ᠎ᠢ ᠲᠦᠷᠭᠡᠪᠴᠢᠯᠡᠨ ᠨᠥᠬᠥᠪᠦᠷᠢᠯᠡᠨ᠎ᠡ᠃

ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ᠎ᠶ᠋ᠢᠨ ᠴᠣᠭᠴᠠ᠎ᠶ᠋ᠢᠨ ᠪᠠᠶ᠋ᠢᠭᠤᠯᠤᠯᠲᠠ᠎ᠶ᠋ᠢ ᠠᠬᠢᠭᠤᠯᠬᠤ᠎ᠪᠠᠨ ᠬᠢᠯᠢ ᠬᠢᠵᠠᠭᠠᠷ᠎ᠤᠨ ᠦᠨᠳᠦᠰᠦᠲᠡᠨ᠎ᠤ ᠭᠠᠵᠠᠷ ᠣᠷᠤᠨ᠎ᠤ ᠠᠵᠢᠯ᠎ᠤᠨ ᠭᠤᠤᠯ ᠰᠢᠵᠢᠮ ᠪᠣᠯᠭᠠᠬᠤ᠎ᠶ᠋ᠢ ᠪᠠᠷᠢᠮᠲᠠᠯᠠᠬᠤ ᠬᠡᠷᠡᠭᠲᠡᠢ᠃ ᠨᠡᠶ᠋ᠢᠭᠡᠮ ᠵᠢᠷᠤᠮ᠎ᠤᠨ ᠭᠤᠤᠯᠯᠠᠭᠴᠢ ᠦᠷᠳᠡᠭ᠎ᠤᠨ ᠦᠵᠡᠯᠲᠡ᠎ᠶ᠋ᠢ ᠥᠷᠭᠡᠨ᠎ᠢᠶᠠᠷ ᠦᠢᠯᠡᠳᠦᠯᠭᠡᠵᠢᠭᠦᠯᠵᠦ᠍᠂ ᠬᠢᠯᠢ ᠬᠢᠵᠠᠭᠠᠷ ᠣᠷᠤᠨ᠎ᠤ ᠦᠨᠳᠦᠰᠦᠲᠡᠨ᠎ᠨᠦᠭᠦᠳ᠎ᠤᠨ ᠤᠯᠠᠨ ᠲᠦᠮᠡᠨ᠎ᠢ ᠬᠦᠳᠦᠯᠦᠨ ᠵᠢᠯᠤᠭᠤᠳᠴᠤ᠌ ᠪᠠᠶ᠋ᠢᠭᠠᠳ ᠠᠭᠤᠤ ᠶᠡᠭᠡ ᠡᠬᠡ ᠤᠯᠤᠰ᠂ ᠳᠤᠮᠳᠠᠳᠤ᠎ᠶ᠋ᠢᠨ ᠦᠨᠳᠦᠰᠦᠲᠡᠨ᠂ ᠳᠤᠮᠳᠠᠳᠤ᠎ᠶ᠋ᠢᠨ ᠰᠣᠶᠤᠯ᠂ ᠳᠤᠮᠳᠠᠳᠤ ᠤᠯᠤᠰ᠎ᠤᠨ ᠡᠪ ᠬᠠᠮᠲᠤ᠌ ᠨᠠᠮ᠂ ᠳᠤᠮᠳᠠᠳᠤ ᠤᠯᠤᠰ᠎ᠤᠨ ᠣᠨᠴᠠᠯᠢᠭ ᠲᠠᠢ ᠨᠡᠶ᠋ᠢᠭᠡᠮ ᠵᠢᠷᠤᠮ᠎ᠤᠨ ᠲᠤᠬᠠᠢ ᠬᠠᠮᠲᠤ᠎ᠶ᠋ᠢᠨ ᠲᠠᠨᠢᠯᠳᠠ᠎ᠶ᠋ᠢ ᠲᠠᠰᠤᠷᠠᠯᠳᠠ᠎ᠦᠭᠡᠢ ᠴᠢᠩᠭᠠᠳᠭᠠᠵᠤ᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ᠎ᠶ᠋ᠢᠨ ᠤᠶᠤᠨ ᠰᠠᠨᠠᠭᠠᠨ᠎ᠤ ᠭᠡᠷ ᠣᠷᠤᠨ᠎ᠢ ᠪᠠᠶ᠋ᠢᠭᠤᠯᠤᠨ᠎ᠠ᠃ ᠦᠨᠳᠦᠰᠦᠲᠡᠨ᠎ᠤ ᠣᠷᠤᠨ᠎ᠤ ᠥᠪᠡᠷᠲᠡᠭᠡᠨ ᠵᠠᠰᠠᠬᠤ ᠳᠦᠷᠢᠮ᠎ᠢ ᠪᠠᠷᠢᠮᠲᠠᠯᠠᠨ ᠲᠡᠭᠦᠯᠳᠡᠷᠵᠢᠭᠦᠯᠵᠦ᠍᠂ ᠡᠯ᠎ᠡ ᠦᠨᠳᠦᠰᠦᠲᠡᠨ᠎ᠤ ᠣᠯᠠᠨ ᠲᠦᠮᠡᠨ᠎ᠤ ᠬᠠᠤᠯᠢ ᠶᠣᠰᠤᠨ᠎ᠤ ᠡᠷᠬᠡ ᠠᠰᠢᠭ᠎ᠢ ᠪᠠᠲᠤᠯᠠᠨ᠎ᠠ᠃

ᠬᠢᠯᠢ ᠬᠢᠵᠠᠭᠠᠷ ᠣᠷᠣᠨ᠎ᠤ ᠵᠠᠰᠠᠯᠲᠠ᠎ᠶᠢ ᠠᠬᠢᠭᠤᠯᠬᠤ᠎ᠳᠤ ᠤᠨᠤᠯ᠎ᠤᠨ ᠲᠤᠯᠭᠠᠭᠤᠷᠢᠯᠠᠯ᠎ᠢ ᠴᠢᠩᠭᠠᠳᠬᠠᠬᠤ ᠴᠢᠬᠤᠯᠠᠲᠠᠢ᠃ ᠬᠢᠯᠢ ᠬᠢᠵᠠᠭᠠᠷ᠎ᠤᠨ ᠲᠡᠦᠬᠡ ᠪᠠ ᠬᠢᠯᠢ ᠬᠢᠵᠠᠭᠠᠷ ᠣᠷᠣᠨ᠎ᠤ ᠵᠠᠰᠠᠯᠲᠠ᠎ᠳᠤ ᠬᠣᠯᠪᠣᠭᠳᠠᠬᠤ ᠤᠯᠠᠨ ᠰᠢᠨᠵᠢᠯᠡᠭᠡᠨ᠎ᠦ ᠰᠤᠳᠤᠯᠭᠠᠨ᠎ᠢ ᠴᠢᠩᠭᠠᠳᠬᠠᠵᠤ᠂ ᠳᠤᠮᠳᠠᠳᠤ ᠤᠯᠤᠰ᠎ᠤᠨ ᠪᠡᠶ᠎ᠡ᠎ᠪᠡᠨ ᠳᠠᠭᠠᠭᠠᠭᠰᠠᠨ ᠬᠢᠯᠢ ᠬᠢᠵᠠᠭᠠᠷ ᠣᠷᠣᠨ᠎ᠤ ᠰᠤᠳᠤᠯᠤᠯ᠎ᠤᠨ ᠮᠡᠳᠡᠯᠭᠡ᠎ᠶᠢᠨ ᠰᠢᠰᠲ᠋ᠧᠮ᠎ᠢ ᠲᠦᠷᠭᠡᠨ ᠪᠠᠢᠭᠤᠯᠤᠨ᠎ᠠ᠃ ᠬᠢᠯᠢ ᠬᠢᠵᠠᠭᠠᠷ ᠣᠷᠣᠨ᠎ᠤ ᠵᠠᠰᠠᠯᠲᠠ᠎ᠶᠢᠨ ᠴᠢᠬᠤᠯᠠ ᠶᠡᠬᠡ ᠤᠨᠤᠯ᠎ᠤᠨ ᠪᠠ ᠪᠣᠳᠠᠲᠤ ᠠᠰᠠᠭᠤᠳᠠᠯ᠎ᠤᠨ ᠰᠤᠳᠤᠯᠭᠠᠨ᠎ᠢ ᠭᠦᠨᠵᠡᠭᠡᠢᠷᠡᠭᠦᠯᠵᠦ᠂ ᠨᠥᠯᠥᠭᠡᠯᠡᠬᠦ ᠬᠦᠴᠦᠨ᠎ᠲᠠᠢ᠂ ᠢᠲᠡᠭᠡᠭᠦᠯᠬᠦ ᠬᠦᠴᠦᠨ᠎ᠲᠠᠢ ᠰᠤᠳᠤᠯᠭᠠᠨ᠎ᠤ ᠦᠷ᠎ᠡ ᠪᠦᠲᠦᠭᠡᠯ᠎ᠢ ᠨᠡᠩ ᠤᠯᠠᠨ ᠭᠠᠷᠭᠠᠨ᠎ᠠ᠃ ᠬᠢᠯᠢ ᠬᠢᠵᠠᠭᠠᠷ ᠣᠷᠣᠨ᠎ᠤ ᠰᠤᠳᠤᠯᠭᠠᠨ᠎ᠤ ᠦᠷ᠎ᠡ ᠪᠦᠲᠦᠭᠡᠯ᠎ᠢ ᠰᠠᠢᠲᠤᠷ ᠠᠰᠢᠭ᠍ᠯᠠᠵᠤ᠂ ᠰᠢᠨ᠎ᠡ ᠴᠠᠭ ᠦᠶ᠎ᠡ᠎ᠶᠢᠨ ᠳᠤᠮᠳᠠᠳᠤ ᠤᠯᠤᠰ᠎ᠤᠨ ᠬᠢᠯᠢ ᠬᠢᠵᠠᠭᠠᠷ ᠣᠷᠣᠨ᠎ᠤ ᠵᠠᠰᠠᠯᠲᠠ᠎ᠶᠢᠨ ᠦᠯᠢᠭᠡᠷ᠎ᠢ ᠰᠠᠢᠲᠤᠷ ᠶᠠᠷᠢᠨ᠎ᠠ᠃ ᠤᠯᠤᠰ ᠲᠥᠷᠥ᠎ᠶᠢᠨ ᠵᠣᠭᠰᠣᠯᠲᠠ ᠪᠠᠲᠤ᠂ ᠣᠨᠣᠯ᠎ᠤᠨ ᠪᠣᠯᠪᠠᠰᠤᠷᠠᠯ ᠪᠠ ᠶᠡᠷᠦᠩᠬᠡᠢᠯᠡᠭᠰᠡᠨ ᠬᠡᠪ ᠪᠣᠯᠪᠠᠰᠤᠷᠠᠯ᠎ᠢᠶᠠᠷ ᠴᠢᠩᠭ᠎ᠠ ᠪᠠᠢᠳᠠᠭ ᠬᠢᠯᠢ ᠬᠢᠵᠠᠭᠠᠷ ᠣᠷᠣᠨ᠎ᠤ ᠵᠠᠰᠠᠯᠲᠠ᠎ᠶᠢᠨ ᠰᠤᠳᠤᠯᠭᠠᠨ᠎ᠤ ᠡᠩᠨᠡᠭᠡ᠎ᠶᠢ ᠪᠠᠢᠭᠤᠯᠤᠨ᠎ᠠ᠃

ᠢᠷᠡᠯᠲᠡ᠄ ᠳᠤᠮᠳᠠᠳᠤ ᠤᠯᠤᠰ᠎ᠤᠨ ᠦᠨᠳᠦᠰᠦᠲᠡᠨ᠎ᠦ ᠰᠣᠨᠢᠨ
Baidu
map